САР БҮРИЙН 25 ЗАЛУУЧУУДЫН ӨДӨР

ᠴᠡᠷᠢᠭ ᠲᠠᠲᠠᠯᠭ᠎ᠠ

ᠮᠣᠩᠭᠣᠯ ᠤᠯᠤᠰ ᠤᠨ ᠦᠨᠳᠦᠰᠦᠨ ᠬᠠᠤᠯᠢ ᠪᠠᠷ ᠬᠦᠯᠢᠶᠡᠭᠰᠡᠨ ᠦ ᠳᠠᠭᠠᠤ ᠬᠤᠭᠤᠴᠠᠭ᠎ᠠ ᠳᠤ ᠴᠡᠷᠢᠭ ᠦᠨ ᠠᠯᠪᠠᠨ ᠬᠠᠭᠠᠭᠴᠢᠳ ᠤᠨ 2022 ᠣᠨ ᠤ 2 ᠍ ᠳᠤᠭᠠᠷ ᠡᠭᠡᠯᠵᠢ ᠶᠢᠨ ᠴᠡᠷᠢᠭ ᠲᠠᠲᠠᠯᠭ᠎ᠠ ᠡᠨᠡ ᠰᠠᠷ᠎ᠠ ᠶᠢᠨ 15᠂16 ᠍ ᠦ ᠡᠳᠦᠷ ᠦᠳ ᠲᠦ ᠪᠠᠷᠠᠭᠤᠨ-ᠤᠷᠲᠤ ᠬᠣᠲᠠᠳ ᠶᠠᠪᠤᠭᠳᠠᠯ᠎ᠠ᠃ ᠡᠨᠡ ᠵᠢᠯ ᠦᠨ ᠴᠡᠷᠢᠭ ᠲᠠᠲᠠᠯᠭ᠎ᠠ ᠵᠡᠪᠰᠡᠭᠲᠦ ᠬᠦᠴᠦᠨ ᠪᠣᠯᠤᠨ ᠬᠢᠯᠢ ᠶᠢᠨ ᠴᠡᠷᠢᠭ ᠡᠴᠡ ᠲᠠᠲᠠᠵᠤ ᠪᠠᠶᠢᠭ᠎ᠠ ᠪᠠᠷ ᠢᠶᠠᠨ ᠣᠨᠴᠠᠯᠢᠭ ᠲᠠᠢ᠃ ᠰᠦᠬᠡᠪᠠᠭᠠᠲᠤᠷ ᠠᠶᠢᠮᠠᠭ ᠤᠨ ᠬᠤᠪᠢ ᠳᠤ ᠴᠡᠷᠢᠭ ᠲᠠᠲᠠᠯᠭ᠎ᠠ ᠥᠭᠭᠦᠭᠳᠡᠭᠰᠡᠨ ᠲᠣᠭᠠᠨ ᠤ ᠳᠠᠭᠠᠤ ᠴᠡᠷᠢᠭ ᠲᠠᠲᠠᠯᠭ᠎ᠠ ᠶᠢ ᠠᠮᠵᠢᠯᠲᠠᠲᠠᠢ ᠵᠣᠬᠢᠶᠠᠨ ᠪᠠᠶᠢᠭᠤᠯᠵᠠᠢ᠃ ᠲᠤᠰ ᠠᠶᠢᠮᠠᠭ ᠤᠨ ᠬᠤᠪᠢ ᠳᠤ ᠬᠢᠯᠢ ᠶᠢᠨ ᠴᠡᠷᠢᠭ ᠦᠨ 0132 ᠍ ᠳᠦᠭᠡᠷ ᠠᠩᠭᠢ᠂ ᠵᠡᠪᠰᠡᠭᠲᠦ ᠬᠦᠴᠦᠨ ᠦ 327 ᠍ ᠳᠦᠭᠡᠷ ᠠᠩᠭᠢ ᠰᠦᠬᠡᠪᠠᠭᠠᠲᠤᠷ ᠠᠶᠢᠮᠠᠭ ᠤᠨ ᠪᠠᠷᠢᠯᠭ᠎ᠠ ᠢᠨᠵᠧᠨᠧᠷ ᠦᠨ ᠲᠤᠰᠬᠠᠢ ᠪᠠᠲ᠋ᠠᠯᠢᠶᠠᠨ 338 ᠍ ᠳᠦᠭᠡᠷ ᠠᠩᠭᠢ ᠨᠤᠭᠤᠳ ᠲᠤ ᠲᠤᠰ ᠲᠤᠰ ᠬᠤᠪᠢᠶᠠᠷᠢᠯᠠᠭᠰᠠᠨ ᠪᠠᠶᠢᠨ᠎ᠠ᠃

Facebook
Twitter
Email
Print

ӨРГӨДӨЛ ГОМДОЛ